内蒙古自治区人民政府 m.hga025.cσm

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠰᠢᠨᠵᠢᠯᠡᠬᠦ ᠤᠬᠠᠭᠠᠨᠴᠢ ᠪᠠᠷ ᠪᠤᠷᠳᠤᠭᠤᠷ ᠣᠷᠣᠭᠤᠯᠵᠤ ᠪᠤᠷᠳᠤᠭᠤᠷ ᠤᠨ ᠬᠦᠨᠦᠭᠡᠯ ᠠᠴᠠ ᠰᠡᠷᠭᠡᠶᠢᠯᠡᠬᠦ
        ᠨᠡᠶᠢᠲᠡᠯᠡᠭᠰᠡᠨ ᠴᠠᠭ᠄
        2018/12/7
               ᠦᠢᠯᠡᠳᠪᠦᠷᠢᠯᠡᠯ ᠤᠨ ᠶᠠᠪᠤᠴᠠ ᠳᠤ ᠣᠯᠠᠩᠬᠢ ᠲᠠᠷᠢᠶᠠᠴᠢᠨ ᠡᠷᠦᠭᠡ ᠪᠤᠷᠳᠤᠭᠤᠷ ᠢ ᠵᠣᠬᠢᠰ ᠦᠭᠡᠢ ᠬᠡᠷᠡᠭᠯᠡᠭᠰᠡᠨ ᠠᠴᠠ ᠪᠤᠷᠳᠤᠭᠤᠷ ᠤᠨ ᠬᠦᠨᠦᠭᠡᠯ ᠡᠭᠦᠰᠴᠦ᠂ ᠳᠠᠷᠢᠮᠠᠯ ᠤᠨ ᠴᠢᠨᠠᠷ ᠮᠠᠭᠤᠲᠠᠭᠠᠳ᠂ ᠤᠨᠠᠯᠲᠠ ᠳᠤᠤᠷ᠎ᠠ ᠪᠤᠯᠵᠦ ᠪᠠᠶᠢᠨ᠎ᠠ᠃ ᠡᠶᠢᠮᠦ ᠠᠴᠠ ᠬᠦᠢᠴᠡᠳ ᠬᠦᠨᠳᠦᠳᠭᠡᠨ ᠦᠵᠡᠪᠡᠯ ᠵᠤᠬᠢᠨ᠎ᠠ᠃        ᠪᠤᠷᠳᠤᠭᠤᠷ ᠤᠨ ᠬᠦᠨᠦᠭᠡᠯ ᠡᠭᠦᠰᠬᠦ ᠰᠢᠯᠳᠠᠭᠠᠨ        1. ᠪᠤᠷᠳᠤᠭᠤᠷ ᠤᠨ ᠦᠳᠭᠡᠴᠡ ᠶᠡᠭᠡᠳᠡᠬᠦ᠃ ᠨᠢᠭᠡ ᠤᠳᠠᠭ᠎ᠠ ᠳᠤ ᠬᠢᠮᠢ ᠶᠢᠨ ᠪᠤᠷᠳᠤᠭᠤᠷ ᠢ ᠬᠡᠲᠦᠷᠭᠡᠢ ᠠᠷᠪᠢᠨ ᠤᠷᠤᠭᠤᠯᠬᠤ ᠪᠤᠶᠤ ᠪᠤᠷᠳᠤᠭᠤᠷ ᠣᠷᠣᠭᠤᠯᠤᠭᠰᠠᠨ ᠤ ᠰᠡᠭᠦᠯᠡᠷ ᠬᠦᠷᠦᠰᠦᠨ ᠳᠤ ᠤᠰᠤ ᠳᠤᠲᠠᠪᠠᠯ ᠬᠦᠷᠦᠰᠦᠨ ᠤ ᠠᠭᠤᠰᠤᠮᠠᠯ ᠨᠢ ᠬᠡᠲᠦᠷᠬᠡᠢ ᠦᠳᠭᠡᠨ ᠪᠤᠯᠵᠤ᠂ ᠳᠠᠷᠢᠮᠠᠯ ᠤᠨ ᠦᠨᠳᠦᠰᠦᠨ ᠳᠤ ᠤᠰᠤ ᠰᠢᠩᠭᠡᠬᠦ ᠦᠭᠡᠢ ᠠᠴᠠ ᠤᠷᠭᠤᠮᠠᠯ ᠨᠢ ᠭᠤᠨᠢᠷᠠᠵᠤ ᠴᠢᠨᠠᠭᠰᠢᠯᠠᠪᠠᠯ ᠬᠠᠲᠠᠵᠤ ᠦᠬᠦᠬᠦ ᠪᠣᠯᠣᠨ᠎ᠠ᠃ ᠵᠢᠱᠢᠶᠡᠯᠡᠪᠡᠯ ᠬᠦᠷᠦᠰᠦᠨ ᠤ ᠠᠭᠤᠰᠤᠮᠠᠯ ᠤᠨ ᠳᠠᠪᠤᠰᠤᠨ ᠤ ᠦᠳᠬᠡᠴᠡ ᠨᠢ 0.3% ᠳᠤ ᠬᠦᠷᠪᠡᠯ ᠨᠤᠭᠤᠭ᠎ᠠ ᠵᠡᠷᠭᠡ ᠳᠠᠷᠢᠮᠠᠯ ᠤᠨ ᠪᠤᠷᠳᠤᠭᠤᠷᠲᠦ ᠤᠰᠤ ᠶᠢ  ᠰᠢᠩᠭᠡᠭᠡᠬᠦ ᠳᠤ ᠰᠠᠭᠠᠳ ᠲᠠᠢ ᠪᠣᠯᠵᠤ᠂ ᠡᠰᠡᠷᠭᠦ ᠨᠡᠪᠴᠢᠬᠦ ᠢᠯᠡᠷᠡᠯ  ᠲᠠᠢ ᠪᠣᠯᠣᠭᠠᠳ᠂ ᠦᠨᠳᠦᠰᠦᠨ ᠰᠢᠰᠲ᠋ᠧᠮ ᠤᠨ ᠦᠨᠳᠦᠰᠦᠨ ᠦᠷᠭᠡᠰᠦᠨ ᠤ ᠡᠰ ᠤᠨ ᠤᠤᠭᠠᠨ ᠡᠳ᠋ ᠨᠢ ᠤᠰᠤ ᠠᠯᠳᠠᠭᠠᠳ᠂ ᠹᠢᠽᠢᠣᠯᠣᠭᠢ ᠶᠢᠨ ᠭᠠᠩᠳᠠᠯ ᠢ ᠡᠭᠦᠰᠬᠡᠬᠦ ᠪᠣᠯᠣᠨ᠎ᠠ᠃ ᠭᠡᠷᠪᠡ ᠠᠽᠣᠲ ᠪᠤᠷᠳᠤᠭᠤᠷ ᠢ ᠤᠷᠤᠭᠤᠯᠤᠭᠰᠠᠨ ᠨᠢ ᠠᠬᠠᠳᠠᠪᠠᠯ᠂ ᠰᠢᠪᠲᠦᠷ ᠨᠢ ᠠᠭᠤᠷᠰᠢᠬᠤ ᠦᠶ᠎ᠡ ᠳᠤ ᠠᠭᠠᠷ ᠲᠠᠬᠢ ᠮᠠᠨᠠᠨ ᠪᠤᠯᠤᠨ ᠳᠠᠷᠢᠮᠠᠯ ᠤᠨ ᠨᠠᠪᠴᠢᠨ ᠳᠡᠭᠡᠷᠡᠬᠢ ᠤᠰᠤᠨ ᠳᠤᠰᠤᠯ ᠲᠠᠢ ᠤᠴᠠᠷᠠᠵᠤ ᠠᠭᠤᠰᠤᠭᠠᠳ ᠱᠦᠯᠲᠦᠯᠢᠭ ᠮᠠᠨᠡᠠ ᠪᠤᠶᠤ ᠱᠦᠯᠲᠦᠯᠢᠭ ᠵᠢᠵᠢᠭ ᠤᠰᠤᠨ ᠳᠤᠰᠤᠯ ᠪᠤᠯᠵᠦ ᠳᠠᠷᠢᠮᠠᠯ ᠢ ᠰᠢᠲᠠᠭᠠᠵᠦ ᠬᠠᠲᠠᠵᠤ ᠬᠤᠪᠠᠭ᠋ᠠᠶᠢᠷᠠᠭᠰᠠᠨ ᠳᠤᠯᠪᠤ ᠲᠠᠢ ᠪᠤᠯᠭᠠᠨ᠎ᠠ᠃ ᠳᠠᠷᠢᠮᠠᠯ ᠳᠤ ᠶᠠᠮᠠᠷ ᠨᠢᠭᠡ ᠵᠦᠢᠯ ᠤᠨ ᠰᠢᠮ᠎ᠡ ᠲᠡᠵᠢᠭᠡᠯᠲᠦ ᠡᠯᠧᠮᠧᠨ᠋ᠲ ᠢ ᠬᠡᠲᠦᠷᠡᠲᠡᠯ᠎ᠡ ᠭᠡᠷᠡᠭᠯᠡᠪᠡᠯ᠂ ᠲᠠᠷᠢᠮᠠᠯ ᠢ ᠬᠦᠨᠦᠭᠡᠬᠦ ᠮᠦᠷᠳᠡᠭᠡᠨ ᠪᠠᠰᠠ ᠳᠠᠷᠢᠮᠠᠯ ᠤᠨ ᠪᠤᠰᠤᠳ ᠰᠢᠮ᠎ᠡ ᠲᠡᠵᠢᠭᠡᠯᠲᠦ ᠡᠯᠧᠮᠧᠨ᠋ᠲ ᠢ ᠰᠢᠩᠭᠡᠭᠡᠬᠦ ᠶᠢ ᠬᠠᠷᠰᠢᠯᠠᠵᠦ᠂ ᠰᠢᠮ᠎ᠡ ᠲᠡᠵᠢᠭᠡᠯᠲᠦ ᠡᠯᠧᠮᠧᠨ᠋ᠲ ᠳᠣᠲᠠᠭᠳᠠᠬᠤ ᠭᠡᠮ ᠢ ᠡᠭᠦᠰᠭᠡᠬᠦ ᠪᠤᠯᠤᠨ᠎ᠠ᠃ ᠵᠢᠱᠢᠶᠠᠯᠠᠪᠠᠯ ᠠᠽᠣᠲ ᠬᠡᠲᠦᠷᠡᠲᠡᠯ᠎ᠡ ᠬᠡᠷᠡᠭᠯᠡᠪᠡᠯ ᠺᠠᠯᠼ ᠳᠤᠲᠠᠬᠤ ᠪᠤᠯᠭᠠᠵᠦ᠂ ᠠᠽᠣᠲ ᠬᠦᠴᠢᠯ ᠤᠨ ᠳᠦᠯᠦᠪᠲᠦ ᠠᠽᠣᠲ ᠢ ᠢᠯᠡᠭᠦᠦ ᠬᠡᠷᠡᠭᠯᠡᠪᠡᠯ ᠮᠤᠯᠢᠪᠳᠧᠨ ᠳᠤᠲᠠᠭᠠᠳ ᠨᠤᠭᠤᠭᠠᠨ ᠦᠭᠡᠢ ᠪᠣᠯᠳᠠᠭ᠂ ᠺᠠᠯᠢ ᠠᠷᠪᠢᠳᠠᠪᠠᠯ ᠺᠠᠯᠼ᠂ ᠮᠠᠭᠨᠢ᠂ ᠪᠤᠷ ᠤᠨ ᠠᠰᠢᠭᠲᠤ ᠴᠢᠨᠠᠷ ᠨᠢ ᠳᠤᠷᠤᠭᠰᠢᠯᠠᠨ᠂ ᠹᠤᠰᠹᠤᠷ ᠠᠷᠪᠢᠳᠠᠪᠠᠯ ᠺᠠᠯᠼ᠂ ᠴᠠᠶᠢᠷ᠂ ᠪᠤᠷ ᠤᠨ ᠠᠰᠢᠭᠲᠤ ᠴᠢᠨᠠᠷ ᠨᠢ ᠳᠤᠷᠤᠭᠰᠢᠯᠠᠬᠤ ᠪᠣᠯᠣᠨ᠎ᠠ᠃        2. ᠬᠤᠣᠷᠲᠤ ᠬᠡᠢ ᠶᠢᠨ ᠬᠦᠨᠦᠭᠡᠯ᠃ ᠵᠠᠷᠢᠮ ᠭᠠᠵᠠᠷ ᠤᠷᠤᠨ ᠳᠤ ᠠᠽᠣᠲ ᠪᠤᠷᠳᠤᠭᠤᠷ ᠢ ᠭᠡᠷᠡᠭᠯᠡᠬᠦ ᠭᠡᠮᠵᠢᠶ᠎ᠠ ᠨᠢ ᠶᠠᠪᠤᠬᠤ ᠳᠣᠲᠣᠮ ᠠᠷᠪᠢᠳᠴᠤ᠂ ᠤᠨᠴᠠᠭᠠᠶᠢᠯᠠᠨ ᠤᠷᠤᠭᠤᠯᠤᠭᠰᠠᠨ ᠤ ᠰᠡᠭᠦᠯᠡᠷ ᠠᠮᠠᠷᠬᠠᠨ ᠳᠡᠭᠳᠡᠬᠦ ᠠᠽᠣᠲ ᠪᠤᠷᠳᠤᠭᠤᠷ᠂ ᠵᠢᠱᠢᠶᠡᠯᠡᠪᠡᠯ ᠠᠽᠣᠲ ᠬᠦᠴᠢᠯ ᠤᠨ ᠠᠮᠮᠤᠨᠢ᠂ ᠰᠢᠪᠳᠦᠷ ᠤᠨ ᠤᠰᠤ ᠵᠡᠷᠭᠡ  ᠨᠢ ᠳᠤᠩ ᠠᠮᠠᠷᠬᠠᠨ ᠰᠢᠪᠳᠦᠷ ᠤᠨ ᠬᠡᠢ ᠶᠢ ᠡᠭᠦᠰᠭᠡᠨ᠎ᠡ᠃ ᠭᠡᠷᠪᠡ ᠭᠤᠸᠠ ᠶᠢᠨ ᠵᠦᠢᠯ ᠤᠨ ᠴᠢᠬᠢ ᠶᠢᠨ ᠬᠠᠰᠢᠯᠭ᠎ᠠ ᠪᠤᠶᠤ ᠬᠦᠯᠡᠮᠵᠢ ᠶᠢᠨ ᠲᠠᠷᠢᠶᠠᠨ ᠳᠤ ᠬᠠᠭᠤᠷᠠᠢ ᠠᠽᠣᠲ ᠬᠦᠴᠢᠯ ᠤᠨ ᠠᠮᠮᠤᠨᠢ᠂ ᠰᠢᠭᠡᠰᠦᠯᠢᠭ ᠡᠳ᠋ ᠢ ᠣᠷᠣᠭᠤᠯᠪᠠᠯ ᠪᠦᠷ ᠰᠢᠪᠳᠤᠷ ᠤᠨ ᠬᠡᠢ ᠳᠤ ᠬᠤᠤᠷᠳᠠᠭᠳᠠᠬᠤ ᠪᠠᠶᠢᠳᠠᠯ ᠡᠭᠦᠰᠦᠨ᠎ᠡ᠃ ᠡᠭᠦᠨ ᠤ ᠰᠢᠯᠲᠠᠭᠠᠨ ᠨᠢ᠂ ᠰᠢᠪᠳᠦᠷ ᠤᠨ ᠢᠶᠤᠨ ᠨᠢ ᠳᠤᠲᠠᠭᠤ ᠨᠢᠲᠷᠦᠵᠢᠭᠤᠯᠬᠤ ᠪᠠᠺᠲ᠋ᠧᠷᠢ ᠶᠢᠨ ᠦᠢᠯᠡᠳᠦᠯ ᠳᠤᠤᠷ᠎ᠠ ᠳᠤᠲᠠᠭᠤ ᠠᠽᠣᠲ ᠬᠦᠴᠢᠯ ᠪᠤᠯᠵᠦ ᠬᠤᠪᠢᠷᠠᠨ᠂ ᠳᠤᠲᠠᠭᠤ ᠠᠽᠣᠲ ᠬᠦᠴᠢᠯ ᠠᠴᠠ ᠡᠭᠦᠰᠦᠭᠰᠡᠨ ᠠᠽᠣᠲ ᠤᠨ ᠳᠠᠪᠬᠤᠷ ᠢᠰᠦᠯ ᠤᠨ ᠬᠡᠢ ᠨᠢ ᠳᠠᠷᠢᠮᠠᠯ ᠢ ᠬᠤᠣᠷᠳᠠᠭᠤᠯᠵᠤ᠂ ᠳᠠᠷᠢᠮᠠᠯ ᠤᠨ ᠨᠠᠪᠴᠢᠨ ᠳᠡᠭᠡᠷ᠎ᠡ ᠤᠰᠤ ᠬᠡᠯᠪᠡᠷᠢ ᠶᠢᠨ ᠵᠢᠭᠳᠡ ᠪᠤᠰᠤ ᠳᠤᠯᠪᠤ ᠢᠯᠡᠷᠡᠭᠡᠳ᠂ ᠨᠠᠪᠴᠢᠨ ᠰᠤᠳᠠᠯ ᠢ ᠢᠳᠡᠭ ᠢᠳᠡᠭ ᠢᠶᠠᠷ ᠴᠠᠶᠢᠷᠠᠭᠤᠯᠬᠤ ᠪᠣᠯᠣᠨ᠎ᠠ᠃        3. ᠢᠯᠵᠠᠷᠠᠵᠦ ᠪᠣᠯᠪᠠᠰᠤᠷᠠᠭᠰᠠᠨ ᠦᠭᠡᠢ ᠪᠤᠷᠳᠤᠭᠤᠷ ᠤᠨ ᠬᠠᠯᠠᠭᠤᠨ ᠬᠦᠨᠦᠭᠡᠯ᠃ ᠦᠬᠡᠷ ᠬᠤᠨᠢ ᠶᠢᠨ ᠪᠠᠭᠠᠰᠤ᠂ ᠳᠠᠬᠢᠶ᠎ᠠ ᠨᠤᠭᠤᠰᠤᠨ ᠤ ᠪᠠᠭᠠᠰᠤ ᠪᠤᠯᠤᠨ ᠨᠤᠭᠤᠭᠠᠨ ᠪᠤᠷᠳᠤᠭᠤᠷ ᠢ ᠭᠦᠢᠴᠡᠳ ᠪᠣᠯᠪᠠᠰᠤᠷᠠᠭᠰᠠᠨ ᠦᠭᠡᠢ ᠪᠠᠷ ᠰᠢᠭᠤᠳ ᠬᠡᠷᠡᠭᠯᠡᠬᠦ ᠪᠠ ᠬᠡᠷᠡᠭᠯᠡᠭᠰᠡᠨ ᠭᠡᠮᠵᠢᠶ᠎ᠠ ᠨᠢ ᠶᠡᠭᠡ ᠪᠣᠯ ᠪᠤᠷᠳᠤᠭᠤᠷ ᠨᠢ ᠵᠠᠳᠠᠷᠠᠬᠤ ᠶᠠᠪᠤᠴᠠ  ᠳᠤ ᠤᠷᠭᠠᠨᠢᠭ ᠬᠦᠴᠢᠯ ᠪᠤᠯᠤᠨ ᠢᠯᠴᠢ ᠡᠭᠦᠰᠬᠡᠬᠦ ᠶᠢᠨ ᠤᠯᠠᠮ ᠠᠴᠠ ᠳᠠᠷᠢᠮᠠᠯ ᠤᠨ ᠦᠨᠳᠦᠰᠦᠨ ᠰᠢᠰᠲ᠋ᠧᠮ ᠢ ᠬᠦᠨᠦᠭᠡᠵᠦ ᠪᠤᠷᠳᠤᠭᠤᠷ ᠤᠨ ᠬᠦᠨᠦᠭᠡᠯ ᠢ ᠡᠭᠦᠰᠭᠡᠬᠦ ᠪᠣᠯᠣᠨ᠎ᠠ᠃        4. ᠦᠨᠳᠦᠰᠦᠨ ᠰᠢᠰᠲ᠋ᠧᠮ ᠤᠨ ᠤᠢᠢᠷᠠᠯᠴᠠᠭ᠎ᠠ ᠪᠤᠷᠳᠤᠭᠤᠷ ᠣᠷᠣᠭᠤᠯᠬᠤ᠃ ᠪᠤᠷᠳᠤᠭᠤᠷ ᠣᠷᠣᠭᠤᠯᠬᠤ ᠦᠶ᠎ᠡ ᠳᠤ ᠵᠠᠷᠢᠮ ᠬᠦᠮᠦᠨ ᠪᠤᠷᠳᠤᠭᠤᠷ ᠢ ᠳᠠᠷᠢᠮᠠᠯ ᠤᠨ ᠦᠨᠳᠦᠰᠦᠨ ᠰᠢᠰᠲ᠋ᠧᠮ ᠠᠴᠠ ᠬᠡᠳᠦᠢ ᠤᠶᠢᠷᠠᠯᠴᠠᠭ᠎ᠠ ᠪᠠᠶᠢᠯᠭᠠᠪᠠᠯ ᠰᠢᠩᠭᠡᠬᠦ ᠨᠢ ᠲᠡᠳᠦᠢ ᠲᠦᠷᠭᠡᠨ᠂ ᠦᠷ᠎ᠡ ᠳ᠋ᠦᠩ ᠨᠢ ᠲᠡᠳᠦᠢ ᠰᠠᠶᠢᠨ ᠭᠡᠵᠦ ᠦᠵᠡᠭᠡᠳ᠂ ᠪᠤᠷᠳᠤᠭᠤᠷ ᠢ ᠦᠷᠭᠦᠯᠵᠢ ᠳᠠᠷᠢᠮᠠᠯ ᠤᠨ ᠦᠨᠳᠦᠰᠦᠨ ᠤ ᠬᠠᠵᠠᠭᠤ ᠳᠤ ᠭᠤᠤ ᠭᠠᠷᠭᠠᠵᠤ ᠤᠷᠤᠭᠤᠯᠤᠭᠰᠠᠨ ᠠᠴᠠ ᠦᠨᠳᠦᠰᠦᠨ ᠰᠢᠰᠲ᠋ᠧᠮ ᠤᠨ ᠳᠠᠪᠬᠤᠷᠭ᠎ᠠ ᠶᠢ ᠡᠪᠳᠡᠵᠦ᠂ ᠲᠡᠭᠦᠨ ᠤ ᠪᠣᠷᠳᠣᠭᠤᠷᠳᠤ ᠤᠰᠤ ᠶᠢ ᠰᠢᠩᠭᠡᠭᠡᠬᠦ ᠴᠢᠳᠠᠪᠤᠷᠢ ᠶᠢ ᠠᠯᠳᠠᠭᠤᠯᠣᠭᠠᠳ᠂ ᠳᠠᠷᠢᠮᠠᠯ ᠢ ᠭᠠᠳᠠᠷ ᠪᠤᠶᠤ ᠳᠣᠲᠣᠷ ᠰᠢᠷᠬ᠎ᠠ ᠲᠠᠢ ᠪᠤᠯᠭᠠᠵᠦ ᠪᠤᠢ᠃        ᠰᠡᠷᠭᠡᠶᠢᠯᠡᠨ ᠵᠠᠰᠠᠬᠤ ᠠᠷᠭ᠎ᠠ        1. ᠤᠷᠭᠠᠨᠢᠭ ᠪᠤᠷᠳᠤᠭᠤᠷ ᠤᠨ ᠭᠡᠮᠵᠢᠶ᠎ᠠ ᠶᠢ ᠨᠡᠮᠡᠭᠳᠡᠭᠦᠯᠵᠦ᠂ ᠬᠦᠷᠦᠰᠦᠨ ᠤ ᠨᠠᠮᠬᠠᠳᠬᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠤᠷᠭᠠᠨᠢᠭ ᠴᠠᠪᠠᠤᠯᠢᠭ ᠪᠠᠶ᠎ᠡ ᠶᠢ ᠠᠰᠢᠭᠯᠠᠵᠤ ᠪᠠᠶᠢᠭᠠᠳ ᠬᠢᠮᠢ ᠶᠢᠨ ᠪᠤᠷᠳᠤᠭᠤᠷ ᠤᠨ ᠠᠷᠭ᠎ᠠ ᠢᠶᠤᠨ ᠢ ᠰᠣᠷᠣᠵᠤ᠂ ᠬᠦᠷᠦᠰᠦᠨ ᠤ ᠠᠭᠤᠰᠤᠮᠠᠯ ᠤᠨ ᠥᠳᠬᠡᠴᠡ ᠶᠢ ᠪᠠᠭᠤᠷᠠᠭᠤᠯᠤᠨ᠂ ᠬᠦᠷᠦᠰᠦᠨ ᠤ ᠰᠢᠮ᠎ᠡ ᠳᠡᠵᠢᠭᠡᠯ ᠢ ᠨᠠᠮᠬᠠᠳᠬᠠᠬᠤ ᠴᠢᠳᠠᠪᠤᠷᠢ ᠶᠢ ᠳᠡᠭᠡᠭᠰᠢᠯᠡᠭᠦᠯᠪᠡᠯ ᠪᠤᠷᠳᠤᠭᠤᠷ ᠤᠨ ᠬᠦᠨᠦᠭᠡᠯ ᠢ ᠬᠦᠴᠦᠨ ᠲᠠᠢ ᠪᠠᠭᠠᠰᠬᠠᠬᠤ ᠪᠠ ᠵᠠᠶᠢᠯᠠᠰᠬᠢᠵᠦ ᠴᠢᠳᠠᠨ᠎ᠠ᠃        2. ᠪᠦᠬᠦ ᠳᠠᠪᠬᠤᠷᠭ᠎ᠠ ᠳᠤ ᠪᠤᠷᠳᠤᠭᠤᠷ ᠢ ᠭᠦᠨ ᠤᠷᠤᠭᠤᠯᠤᠨ᠎ᠠ᠃ ᠪᠦᠬᠦ ᠳᠠᠪᠬᠤᠷᠭ᠎ᠠ ᠳᠤ ᠪᠤᠷᠳᠤᠭᠤᠷ ᠢ ᠭᠦᠨ ᠤᠷᠤᠭᠤᠯᠪᠠᠯ᠂ ᠪᠤᠷᠳᠤᠭᠤᠷ ᠨᠢ ᠪᠦᠬᠦ ᠲᠠᠷᠢᠶᠠᠯᠠᠯ ᠤᠨ ᠳᠠᠪᠬᠤᠷᠭ᠎ᠠ ᠳᠤ ᠵᠢᠭᠳᠡ ᠲᠠᠷᠬᠠᠵᠦ᠂ ᠬᠦᠷᠦᠰᠦᠨ ᠳᠤ ᠰᠢᠩᠭᠡᠬᠦ ᠠᠷᠭ᠎ᠠ ᠢᠶᠤᠨ ᠤ ᠲᠤᠭ᠎ᠠ ᠬᠠᠷᠢᠴᠠᠩᠭᠤᠢ ᠨᠡᠮᠡᠭᠳᠡᠵᠦ᠂ ᠬᠦᠷᠦᠰᠦᠨ ᠤ ᠠᠭᠤᠰᠤᠮᠠᠯ ᠬᠡᠲᠦᠷᠬᠡᠢ ᠦᠳᠭᠡᠷᠡᠬᠦ ᠦᠭᠡᠢ ᠪᠠᠶᠢᠬᠤ ᠶᠢᠨ ᠤᠯᠠᠮ ᠠᠴᠠ ᠲᠡᠷᠢᠮᠠᠯ ᠤᠨ ᠬᠦᠨᠦᠭᠡᠯ ᠠᠴᠠ ᠵᠠᠶᠢᠯᠠᠰᠬᠢᠵᠦ ᠴᠢᠳᠠᠨ᠎ᠠ᠃        3. ᠢᠯᠵᠠᠷᠠᠵᠦ ᠪᠣᠯᠪᠠᠰᠤᠷᠠᠭᠰᠠᠨ ᠦᠭᠡᠢ ᠪᠤᠷᠳᠤᠭᠤᠷ ᠢ ᠤᠷᠤᠭᠤᠯᠬᠤ ᠦᠭᠡᠢ᠃ ᠬᠠᠭᠤᠷᠠᠢ ᠲᠠᠷᠢᠶᠠᠨ ᠳᠤ ᠢᠯᠵᠡᠷᠡᠵᠦ ᠪᠣᠯᠪᠠᠰᠤᠷᠠᠭᠰᠠᠨ ᠦᠭᠡᠢ ᠪᠤᠷᠳᠤᠭᠤᠷ ᠢ ᠤᠷᠤᠭᠤᠯᠪᠠᠯ ᠦᠨᠳᠦᠰᠦ ᠶᠢ ᠳᠤᠩ ᠠᠮᠠᠷᠬᠠᠨ ᠰᠢᠲᠠᠭᠠᠬᠤ ᠪᠣᠯᠣᠨ᠎ᠠ᠂ ᠤᠰᠤᠨ ᠲᠠᠷᠢᠶᠠᠨ ᠳᠤ ᠢᠯᠵᠠᠷᠠᠵᠦ ᠪᠣᠯᠪᠠᠰᠤᠷᠠᠭᠰᠠᠨ ᠦᠭᠡᠢ ᠨᠤᠭᠤᠭᠠᠨ ᠪᠤᠷᠳᠤᠭᠤᠷ᠂ ᠬᠠᠷ᠎ᠠ ᠪᠤᠷᠳᠤᠭᠤᠷ᠂ ᠰᠢᠬᠠᠳᠠᠰᠤ ᠪᠤᠷᠳᠤᠭᠤᠷ ᠢ ᠤᠷᠤᠭᠤᠯᠪᠠᠯ᠂ ᠵᠠᠳᠠᠷᠠᠬᠤ ᠶᠠᠪᠤᠴᠠ ᠳᠤ ᠶᠡᠭᠡ ᠭᠡᠮᠵᠢᠶᠠᠨ ᠤ ᠳᠤᠲᠠᠭᠤ ᠲᠡᠮᠦᠷ᠂ ᠬᠦᠬᠦᠷᠲᠦ ᠤᠰᠤᠳᠦ᠋ᠷᠦᠭᠴᠢ ᠵᠡᠷᠭᠡ ᠬᠤᠣᠷᠲᠤ ᠪᠤᠳᠠᠰ ᠢ ᠡᠭᠦᠰᠭᠡᠵᠦ᠂ ᠴᠡᠴᠡᠭ ᠤᠨ ᠬᠡᠯᠪᠡᠷᠢᠲᠠᠢ ᠪᠤᠯᠠᠩᠭᠢᠷᠲᠤ ᠪᠤᠳᠠᠰ ᠢᠯᠡᠷᠡᠭᠡᠳ᠂ ᠤᠰᠤᠨ ᠳᠤᠳᠤᠷᠭ᠎ᠠ ᠶᠢᠨ ᠰᠤᠯᠢᠯᠴᠠᠭ᠎ᠠ ᠶᠢ ᠰᠢᠭᠤᠳ ᠪᠤᠶᠤ ᠳᠠᠮ ᠢᠶᠠᠷ ᠬᠤᠷᠢᠭᠯᠠᠵᠤ ᠤᠷᠭᠤᠯᠲᠠ ᠶᠢ ᠨᠦᠯᠦᠭᠡᠯᠡᠬᠦ ᠪᠤᠯᠤᠨ᠎ᠠ᠃        4. ᠬᠢᠮᠢ ᠶᠢᠨ ᠪᠤᠷᠳᠤᠭᠤᠷ ᠢ ᠭᠡᠮᠵᠢᠶ᠎ᠠ ᠲᠠᠢ ᠤᠷᠤᠭᠤᠯᠬᠤ᠃ ᠬᠢᠮᠢ ᠶᠢᠨ ᠪᠤᠷᠳᠤᠭᠤᠷ ᠢ ᠨᠢᠭᠡ ᠯᠠ ᠤᠳᠠᠭ᠎ᠠ ᠳᠤ ᠬᠡᠲᠦᠷᠬᠡᠢ ᠠᠷᠪᠢᠨ ᠤᠷᠤᠭᠤᠯᠬᠤ ᠨᠢ ᠰᠢᠨᠵᠢᠯᠡᠬᠦ ᠤᠬᠠᠭᠠᠨᠴᠢ ᠪᠢᠰᠢ ᠮᠦᠷᠳᠡᠭᠡᠨ ᠠᠶᠤᠯ ᠲᠠᠢ ᠪᠠᠶᠢᠳᠠᠭ᠂ ᠮᠦ ᠪᠦᠷᠢ ᠳᠤ ᠪᠤᠷᠳᠤᠭᠤᠷ ᠢ ᠨᠢᠭᠡ ᠯᠠ ᠤᠳᠠᠭ᠎ᠠ ᠳᠤ ᠤᠷᠤᠭᠤᠯᠬᠤ ᠭᠡᠪᠡᠯ ᠤᠷᠤᠭᠤᠯᠬᠤ ᠭᠡᠮᠵᠢᠶ᠎ᠠ ᠶᠢ ᠬᠦᠷᠦᠰᠦᠨ ᠤ ᠰᠢᠮ᠎ᠡ᠂ ᠴᠢᠬᠢ ᠶᠢᠨ ᠪᠠᠶᠢᠳᠠᠯ ᠪᠠ ᠬᠦᠷᠦᠰᠦᠨ ᠤ ᠴᠢᠨᠠᠷ ᠢᠶᠠᠷ ᠲᠣᠭᠲᠠᠭᠠᠨ᠎ᠠ᠂ ᠶᠡᠷᠦ ᠳᠡᠭᠡᠨ ᠮᠦ ᠪᠦᠷᠢ ᠳᠤ ᠠᠽᠣᠲ ᠬᠦᠴᠢᠯ ᠤᠨ ᠠᠮᠮᠤᠨᠢ ᠶᠢ 60 ᠺᠢᠯᠣᠭ᠍ᠷᠠᠮ ᠠᠴᠠ ᠬᠡᠲᠦᠷᠡᠭᠦᠯᠬᠦ ᠦᠭᠡᠢ᠂ ᠾᠯᠤᠷᠳᠦ ᠠᠮᠮᠤᠨᠢ ᠶᠢ 40 ᠺᠢᠯᠣᠭ᠍ᠷᠠᠮ ᠠᠴᠠ ᠬᠡᠲᠦᠷᠡᠭᠦᠯᠬᠦ ᠦᠭᠡᠢ᠂ ᠰᠢᠭᠡᠰᠦᠯᠢᠭ ᠡᠳ᠋ ᠢ 20 ᠺᠢᠯᠣᠭ᠍ᠷᠠᠮ  ᠠᠴᠠ ᠬᠡᠲᠦᠷᠡᠭᠦᠯᠬᠦ ᠦᠭᠡᠢ ᠪᠠᠶᠢᠪᠠᠯ ᠵᠣᠬᠢᠰᠲᠠᠢ᠃ ᠪᠤᠷᠳᠤᠭᠤᠷ ᠲᠤ ᠳᠠᠭᠠᠭᠠᠴᠠ ᠦᠭᠡᠢ ᠳᠠᠷᠢᠮᠠᠯ ᠪᠤᠯᠤᠨ ᠨᠢᠯᠬ᠎ᠠ ᠴᠢᠬᠢ ᠳᠤ ᠤᠷᠤᠭᠤᠯᠬᠤ ᠬᠡᠮᠵᠢᠶ᠎ᠡ ᠶᠢ ᠨᠡᠩ ᠪᠠᠭ᠎ᠠ ᠪᠠᠶᠢᠯᠭᠠᠵᠦ᠂ ᠡᠯᠡᠰᠦᠷᠬᠡᠭ ᠭᠠᠵᠠᠷ ᠲᠤ ᠪᠣᠯ ︽ᠪᠠᠭ᠎ᠠ ᠪᠠᠭ᠎ᠠ ᠪᠠᠷ ᠤᠯᠠᠨ ᠤᠳᠠᠭ᠎ᠠ ᠤᠷᠤᠭᠤᠯᠤᠨ︾᠂ ᠣᠷᠬᠢᠭᠳᠠᠭᠤᠯᠵᠤ ᠤᠷᠤᠭᠤᠯᠬᠤ ᠠᠴᠠ ᠵᠠᠶᠢᠯᠠᠰᠬᠢᠨ᠎ᠠ᠃        5. ᠵᠠᠢ ᠶᠢ ᠲᠤᠭᠲᠠᠭᠠᠵᠤ ᠨᠦᠬᠡᠯᠡᠠ ᠪᠣᠷᠳᠣᠭᠤᠷ ᠣᠷᠣᠭᠤᠯᠬᠤ᠃ ᠨᠦᠬᠡᠯᠡᠨ ᠪᠣᠷᠳᠣᠭᠤᠷ ᠣᠷᠣᠭᠤᠯᠬᠤ᠂ ᠰᠤᠪᠠᠭᠯᠠᠨ ᠪᠣᠷᠳᠣᠭᠤᠷ ᠣᠷᠣᠭᠤᠯᠬᠤ ᠳᠤ ᠦᠨᠳᠦᠰᠦᠨ ᠤ ᠭᠡᠰᠡᠭ ᠠᠴᠠ ᠳᠡᠩᠳᠡᠭᠦᠤ ᠣᠶᠢᠷᠠᠬᠠᠨ ᠪᠠᠶᠢᠯᠭᠠᠵᠦ ᠪᠣᠯᠬᠤ ᠦᠭᠡᠢ᠂ ᠨᠡᠩ ᠴᠦ ᠦᠨᠳᠦᠰᠦ ᠶᠢ ᠳᠠᠭᠠᠭᠤᠯᠤᠨ ᠣᠷᠣᠭᠤᠯᠵᠤ ᠪᠣᠯᠬᠤ ᠦᠭᠡᠢ᠂ ᠶᠡᠷᠦ  ᠳᠡᠭᠡᠨ ᠭᠦᠶᠦᠬᠡᠨ ᠦᠨᠳᠦᠰᠦᠯᠡᠬᠦ ᠳᠠᠷᠢᠮᠠᠯ ᠪᠤᠯᠤᠨ ᠨᠢᠯᠬ᠎ᠠ ᠴᠢᠬᠢ ᠳᠤ ᠪᠤᠷᠳᠤᠭᠤᠷ ᠤᠷᠤᠭᠤᠯᠬᠤ ᠳᠤ ᠦᠨᠳᠦᠰᠦᠨ ᠠᠴᠠ ᠨᠢ 10~15 ᠰᠠᠨᠲ᠋ᠢᠮᠧᠲᠷ ᠵᠠᠶᠢᠲᠠᠢ ᠪᠠᠶᠢᠯᠭᠠᠵᠤ᠂ ᠭᠦᠨ ᠦᠨᠳᠦᠰᠦᠯᠡᠬᠦ ᠳᠠᠷᠢᠮᠠᠯ ᠪᠣᠯᠣᠨ ᠳᠤᠮᠲᠠ᠂ ᠲᠣᠮᠣ ᠴᠢᠬᠢ ᠳᠤ ᠪᠤᠷᠳᠤᠭᠤᠷ ᠣᠷᠣᠭᠤᠯᠬᠤ ᠳᠤ ᠦᠨᠳᠦᠰᠦᠨ ᠠᠴᠠ ᠨᠢ 18~25 ᠰᠠᠨᠲ᠋ᠢᠮᠧᠲᠷ ᠵᠠᠶᠢᠳᠠᠢ ᠪᠠᠶᠢᠯᠭᠠᠵᠦ᠂ ᠦᠨᠳᠦᠰᠦᠨ ᠰᠢᠰᠲ᠋ᠧᠮ ᠢ ᠬᠦᠨᠦᠭᠡᠵᠦ ᠴᠢᠬᠢ ᠶᠢᠨ ᠦᠬᠦᠬᠦ ᠠᠴᠠ ᠵᠠᠶᠢᠯᠠᠰᠭᠢᠨ᠎ᠡ᠃        6. ᠴᠢᠬᠢ ᠶᠢᠨ ᠬᠠᠰᠢᠯᠭ᠎ᠠ ᠪᠤᠯᠤᠨ ᠬᠠᠮᠠᠭᠠᠯᠠᠯᠲᠠ ᠶᠢᠨ ᠲᠠᠷᠢᠶᠠᠨ ᠳᠤ ᠪᠤᠷᠳᠤᠭᠤᠷ ᠣᠷᠣᠭᠤᠯᠬᠤ᠃ ᠳᠡᠭᠡᠷ᠎ᠡ ᠳᠤᠷᠠᠳᠤᠭᠰᠠᠨ ᠪᠤᠷᠳᠤᠭᠤᠷ ᠣᠷᠣᠭᠤᠯᠬᠤ ᠱᠠᠭᠠᠷᠳᠠᠯᠭ᠎ᠠ ᠠᠴᠠ ᠭᠠᠳᠠᠨ᠎ᠠ᠂ ᠪᠠᠰᠠ ᠴᠣᠩᠬᠤ ᠶᠢ ᠵᠤᠬᠢᠰᠲᠠᠢ ᠨᠡᠭᠡᠭᠡᠵᠦ ᠠᠭᠠᠷ ᠰᠤᠯᠢᠯᠴᠠᠭᠤᠯᠤᠨ᠂ ᠰᠢᠪᠳᠦᠷ ᠬᠡᠢ ᠶᠢᠨ ᠬᠤᠷᠠᠮᠳᠤᠬᠤ ᠠᠴᠠ ᠰᠡᠷᠭᠡᠶᠢᠯᠡᠨ᠎ᠡ᠂ ᠵᠤᠬᠢᠰᠲᠠᠢ ᠤᠰᠤᠯᠠᠵᠦ ᠬᠦᠷᠦᠰᠦ ᠶᠢ ᠴᠢᠭᠢᠭᠯᠢᠭ ᠪᠠᠶᠢᠯᠭᠠᠵᠦ ᠬᠦᠷᠦᠰᠦᠨ ᠤ ᠠᠭᠤᠰᠤᠮᠠᠯ ᠤᠨ ᠥᠳᠬᠡᠴᠡ ᠶᠢ ᠪᠠᠭᠤᠷᠠᠭᠤᠯᠤᠨ᠂ ᠥᠳᠬᠡᠴᠡ ᠦᠨᠳᠦᠷᠵᠢᠭᠰᠡᠨ ᠠᠴᠠ ᠪᠣᠯᠵᠤ ᠬᠦᠨᠦᠭᠡᠯ ᠡᠬᠦᠰᠬᠦ ᠠᠴᠠ ᠵᠠᠶᠢᠯᠠᠰᠭᠢᠨ᠎ᠡ᠃
        ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ